Gee《Orshil》[FLAC/MP3-320K]

tudou 2024-01-09 22:32:13 113

歌词

ᠮᠦᠩᠬᠡ ᠬᠦᠬᠡ ᠲᠡᠭᠷᠢ ᠶᠢᠨ ᠳᠤᠤᠷ᠎ᠠ ᠮᠣᠩᠭᠣᠯ ᠲᠦᠮᠡᠨ ᠨᠢᠭᠡᠳᠴᠦ ᠪᠠᠶ᠋ᠢᠨ᠎ᠠ

ᠮᠣᠩᠭᠣᠯ ᠰᠦᠨᠦᠨ᠎ᠡ ᠭᠡᠨ᠎ᠡ ‍ᠤᠤ? ᠬᠠᠮᠢᠭ᠎ᠠ ᠶᠢᠨ ᠬᠢᠨ ᠬᠡᠨ ᠲᠡᠭᠡᠵᠦ ᠪᠠᠶ᠋ᠢᠨ᠎ᠠ

ᠬᠦᠬᠡ ᠲᠣᠯᠪᠤᠲᠤ ᠦᠷᠡᠰ ᠡᠴᠡ ᠬᠦᠷᠦᠰᠦᠲᠦ ᠭᠠᠵᠠᠷ ᠰᠢᠯᠲᠠᠭᠠᠯᠠᠨ᠎ᠠ

ᠬᠦᠪᠡᠭᠦᠳ ᠪᠢᠳᠡ ᠪᠠᠶ᠋ᠢᠭᠰᠠᠨ ᠴᠠᠭ ᠲᠤ ᠡᠬᠡ ᠣᠷᠣᠨ ‍ᠢᠶ᠋ᠠᠨ ᠬᠠᠮᠠᠭᠠᠯᠠᠨ᠎ᠠ

ᠡᠷᠲᠡ ᠳᠡᠭᠡᠷ᠎ᠡ ᠦᠶ᠎ᠡ ᠡᠴᠡ ᠡᠷᠡᠯᠬᠡᠭ ᠪᠠᠭᠠᠲᠤᠷ ᠤᠳ ᠨᠢ

ᠡᠩᠭᠡᠷ ᠳᠡᠬᠢ ᠵᠢᠷᠦᠬᠡ ᠪᠠᠨ ᠢᠷᠠᠨ ᠡᠨᠡ ᠭᠦᠷᠦᠨ ᠢ ᠪᠠᠶ᠋ᠢᠭᠤᠯᠪᠠ

ᠡᠴᠢᠭᠡ ᠡᠪᠦᠭᠡᠳ ᠡᠴᠡ ᠢᠷᠡᠭᠰᠡᠨ ᠡᠷᠬᠢᠮ ᠡᠭᠦᠷᠭᠡ ᠡᠨᠳᠡ ᠪᠠᠶ᠋ᠢᠨ᠎ᠠ

ᠡᠷᠡᠭᠡᠯᠵᠡᠭᠡ ᠦᠭᠡᠢ ᠦᠷᠬᠦᠯᠵᠢᠯᠡᠬᠦ ᠦᠷ᠎ᠠ ᠰᠡᠳᠤ ᠨᠢ ᠪᠢᠳᠡ ᠪᠠᠶ᠋ᠢᠨ᠎ᠠ

ᠶᠠᠰᠤ ᠪᠡᠷ ᠴᠢᠰᠤ ᠪᠡᠷ ᠪᠠᠰᠠ ᠶᠣᠰᠤ ᠪᠡᠷ ᠲᠤᠰᠠ ᠪᠠᠷ

ᠬᠦᠮᠦᠨ ᠪᠤᠯᠭᠠᠬᠤ ᠤᠬᠠᠭᠠᠨ ᠬᠦᠬᠡ ᠲᠡᠭᠷᠢ ᠶᠢᠨ ᠰᠤᠷᠭᠠᠯ

ᠬᠠᠭᠤᠴᠢᠨ ᠰᠠᠶ᠋ᠢᠨ ‍ᠢᠶ᠋ᠠᠨ ᠰᠡᠷᠭᠦᠭᠡᠵᠦ ᠬᠠᠭᠤᠴᠢᠯᠠᠵᠤ ᠶᠠᠪᠤᠨ᠎ᠠ ᠪᠢᠳᠡ ᠨᠠᠷ

ᠠᠭᠤᠵᠢᠮ ᠰᠠᠨᠠᠭ᠎ᠠ ᠶᠢ ᠲᠡᠭᠡᠭᠡᠳ ᠳᠠᠭᠤᠯᠠᠵᠤ ᠯᠠ ᠰᠠᠭᠤᠨ᠎ᠠ

ᠦᠭᠡ ᠶᠢᠨ ᠬᠠᠲᠠᠭᠤ ᠳᠤ ᠪᠰᠠ ᠦᠨᠡᠨ ᠤ ᠶᠠᠳᠠᠭᠤ ᠳᠤ ᠨᠢ

ᠭᠤᠲᠤᠷᠠᠵᠤ ᠶᠠᠳᠠᠭᠤ ᠪᠤᠯᠬᠤ ᠶᠤᠰᠤ ᠦᠭᠡᠢ ᠵᠠᠯᠠᠭᠤ ᠬᠦᠮᠦᠨ

ᠤᠳᠤ ᠳᠠᠷᠤᠢ ᠪᠤᠰᠤᠳ ᠤᠨ ᠬᠠᠷᠢᠭᠤ ᠳᠤ ᠪᠠᠷᠢᠭᠤ ᠶᠢ ᠦᠭᠴᠦ

ᠲᠡᠭᠷᠢ ᠶᠢᠨ ᠳᠤᠤᠷ᠎ᠠ ᠮᠣᠩᠭᠣᠯ ᠭᠡᠵᠦ ᠴᠢᠰᠤ ᠮᠢᠨᠢ ᠠᠷᠢᠭᠤᠨ ᠪᠠᠶ᠋ᠢᠭ

ᠬᠦᠪᠡᠭᠦᠳ ᠤᠨ ᠮᠢᠨᠢ ᠤᠤᠬᠠᠢ ᠶᠢᠨ ᠳᠠᠭᠤᠨ ᠳᠤ ᠬᠦᠷᠦᠰᠦᠲᠦ ᠳᠡᠯᠡᠬᠡᠢ ᠴᠡᠴᠡᠷᠬᠢᠯᠡᠨ᠎ᠡ

ᠬᠦᠴᠦ ᠪᠡᠷ ᠪᠠᠰᠠ ᠤᠬᠠᠭᠠᠨ ᠵᠠᠷᠤᠵᠤ ᠬᠦᠮᠦᠨ ᠤ ᠤᠯᠠᠨ ᠢ ᠡᠵᠡᠷᠬᠡᠯᠡᠨ᠎ᠡ

ᠬᠦᠷᠡᠩ ᠪᠦᠭᠡᠷᠡᠲᠦ ᠬᠦᠮᠦᠨ ᠤ ᠬᠦᠦ ᠶᠢ ᠬᠦᠭ ᠡᠭᠡᠰᠢᠭ ‍ᠢᠶ᠋ᠠᠷ ᠲᠦᠷᠢᠮᠡᠬᠡᠶ᠋ᠢᠯᠡᠨ᠎ᠡ

ᠬᠦᠯᠢᠶᠡᠨ ᠵᠦᠪᠰᠢᠶᠡᠷᠡᠭᠳᠡᠭᠰᠡᠨ ᠮᠣᠩᠭᠣᠯ ᠦᠨᠳᠦᠰᠦᠲᠡᠨ ᠳᠠᠷᠤᠩᠭᠤᠶ᠋ᠢᠯᠠᠨ᠎ᠠ

ᠬᠠᠷᠠᠩᠭᠤᠶ᠋ᠢᠯᠠᠬᠤ ᠡᠭᠦᠯᠡ ᠠᠷᠢᠯᠤᠬᠤ ᠡᠴᠡ ᠠᠷᠭ᠎ᠠ ᠦᠭᠡᠶ᠋ᠢᠳᠡᠬᠦ

ᠠᠷᠤ ᠡᠴᠡ ᠭᠦᠢᠴᠡᠬᠦ ᠠᠳᠠᠯᠢ ᠵᠠᠶᠠᠭ᠎ᠠ ᠪᠠᠷᠤᠭ ᠦᠭᠡᠢ ᠭᠡᠬᠦ

ᠪᠦᠬᠦᠳᠡ ᠶᠢ ᠰᠦᠢᠳᠭᠡᠬᠦ ᠪᠢᠰᠢ ᠪᠦᠲᠦᠭᠡᠬᠦ ᠪᠡᠷ ᠲᠡᠳᠡ ᠠᠶ᠋ᠢᠰᠤᠢ

ᠪᠦᠲᠦᠨ ᠡᠪ ‍ᠢᠶ᠋ᠠᠷ ᠤᠯᠳᠠᠭᠰᠠᠨ ᠶᠡᠬᠡ ᠬᠦᠴᠦᠨ ᠲᠡᠨᠳᠡ ᠠᠶ᠋ᠢᠰᠤᠢ

ᠠᠬ᠎ᠠ ᠳᠡᠭᠦᠰ ᠤᠨ ᠬᠡᠯᠬᠢᠶ᠎ᠡ ᠶᠢ ᠤᠷᠤᠰᠬᠤ ᠴᠠᠭ ᠨᠢ ᠪᠠᠲᠤᠵᠢᠭᠤᠯᠤᠨ᠎ᠠ

ᠵᠣᠪᠠᠯᠠᠩ ᠶᠢ ᠭᠠᠭᠴᠠᠭᠠᠷ ᠪᠢᠰᠢ ᠡᠪ ᠤᠨ ᠬᠦᠴᠦ ᠪᠡᠷ ᠳᠠᠪᠠᠵᠤ ᠲᠤᠭᠤᠯᠤᠨ᠎ᠠ

ᠶᠠᠰᠤᠨ ᠤ ᠳᠠᠶ᠋ᠢᠴᠢᠨ ᠮᠣᠩᠭᠣᠯ ᠵᠠᠩ ᠨᠠᠮᠠᠢ ᠶᠢ ᠬᠠᠲᠠᠭᠤᠵᠢᠭᠤᠯᠤᠨ᠎ᠠ

ᠡᠪᠳᠡᠷᠡᠭᠰᠡᠨ ᠮᠣᠩᠭᠣᠯ ᠨᠢᠭᠡᠳᠦᠪᠡᠰᠦ ᠡᠷᠡᠨ ᠵᠠᠭᠤᠨ ᠢ ᠳᠠᠪᠴᠢᠳᠠᠭᠤᠯᠤᠨ᠎ᠠ

ᠡᠷᠲᠡᠨ ᠤ ᠰᠠᠶ᠋ᠢᠬᠠᠨ ᠦᠭᠡᠨ ᠳᠤ ᠡᠪᠲᠦ ᠱᠠᠭᠠᠵᠠᠭᠠᠢ ᠪᠤᠭᠤ ᠪᠠᠷᠢᠳᠠᠭ

ᠲᠤᠭ ‍ᠢᠶ᠋ᠠᠨ ᠬᠠᠷᠢᠭᠤᠯᠤᠭᠰᠠᠨ ᠴᠤ ᠬᠠᠷᠢᠨ ᠳᠠᠷᠠᠭ᠎ᠠ ᠨᠢ ᠲᠤᠭ ᠪᠠᠷᠢᠳᠠᠭ

ᠮᠣᠩᠭᠣᠯ ᠬᠦᠮᠦᠨ ᠮᠣᠩᠭᠣᠯ ᠴᠢᠰᠦ ᠮᠣᠩᠭᠣᠯ ᠶᠤᠰᠤ

ᠮᠦᠩᠬᠡ ᠲᠡᠭᠷᠢ ᠡᠴᠡ ᠵᠠᠶᠠᠭ᠎ᠠ ᠲᠠᠢ ᠮᠤᠷᠢᠲᠠᠨ ᠮᠣᠩᠭᠣᠯ ᠠᠯᠢᠪ ᠪᠤᠰ

ᠠᠯᠢᠪ ᠨᠢᠭᠡᠳᠦᠭᠳᠦᠨ ᠠᠭᠤᠤ ᠲᠡᠦᠬᠡ ᠶᠢᠨ ᠡᠵᠡᠳ ᠰᠡᠷᠢᠭᠳᠦᠨ

ᠠᠳᠬᠤᠭᠰᠠᠨ ᠭᠠᠷ ᠰᠢᠭ ᠬᠦᠴᠦ ᠪᠡᠨ ᠳᠠᠬᠢᠨ ᠰᠡᠯᠪᠢᠭᠳᠦᠨ

ᠠᠶ᠋ᠢᠳᠠᠰ ᠢ ᠮᠡᠳᠡᠷᠡᠭᠦᠯᠦᠨ ᠠᠬᠢᠨ ᠨᠢᠭᠡᠨ ᠳᠤᠪᠲᠤᠯᠤᠭᠳᠤᠨ

ᠠᠷᠭ᠎ᠠ ᠦᠭᠡᠢ ᠠᠭᠤᠤ ᠲᠡᠦᠬᠡ ᠶᠢᠨ ᠡᠵᠡᠳ ᠪᠢᠳᠡ ᠮᠦᠨ

ᠴᠢ ᠴᠤ ᠮᠦᠨ ᠡᠭᠦᠨ ᠤ ᠨᠢᠭᠡᠨ ᠬᠡᠰᠡᠭ ᠪᠢᠯᠡ

ᠴᠢᠮᠡᠭᠡ ᠦᠭᠡᠢ ᠪᠡᠯᠡᠳᠦᠭᠰᠡᠨ ᠵᠡᠪᠰᠡᠭ ᠪᠤᠯᠤᠨ ᠪᠢᠳᠡᠨ ᠳᠤ ᠢᠷᠡᠯ᠎ᠡ

ᠴᠢᠩᠭᠢᠰ ᠤᠨ ᠤᠳᠤᠮ ᠤᠨ ᠴᠡᠷᠢᠭ ᠡᠷᠡᠰ ᠤᠨ ᠪᠠᠭᠠᠲᠤᠷ ᠴᠢᠰᠤᠲᠠᠨ ᠪᠢᠯᠡ

ᠴᠢ ᠪᠤᠯ ᠢᠷᠡᠭᠡᠳᠦᠢ ᠲᠡᠳᠡᠨ ᠳᠤ ᠬᠡᠯᠡᠭᠡᠴᠢ ᠪᠢᠳᠡ ᠶᠠᠭ ᠬᠡᠨ ᠪᠤᠢ?

ᠬᠦᠪᠡᠭᠦᠳ ᠤᠨ ᠮᠢᠨᠢ ᠤᠤᠬᠠᠢ ᠶᠢᠨ ᠳᠠᠭᠤᠨ ᠳᠤ ᠬᠦᠷᠦᠰᠦᠲᠦ ᠳᠡᠯᠡᠬᠡᠢ ᠴᠡᠴᠡᠷᠬᠢᠯᠡᠨ᠎ᠡ

ᠬᠦᠴᠦ ᠪᠡᠷ ᠪᠠᠰᠠ ᠤᠬᠠᠭᠠᠨ ᠵᠠᠷᠤᠵᠤ ᠬᠦᠮᠦᠨ ᠤ ᠤᠯᠠᠨ ᠢ ᠡᠵᠡᠷᠬᠡᠯᠡᠨ᠎ᠡ

ᠬᠦᠷᠡᠩ ᠪᠦᠭᠡᠷᠡᠲᠦ ᠬᠦᠮᠦᠨ ᠤ ᠬᠦᠦ ᠶᠢ ᠬᠦᠭ ᠡᠭᠡᠰᠢᠭ ‍ᠢᠶ᠋ᠠᠷ ᠲᠦᠷᠢᠮᠡᠬᠡᠶ᠋ᠢᠯᠡᠨ᠎ᠡ

ᠬᠦᠯᠢᠶᠡᠨ ᠵᠦᠪᠰᠢᠶᠡᠷᠡᠭᠳᠡᠭᠰᠡᠨ ᠮᠣᠩᠭᠣᠯ ᠦᠨᠳᠦᠰᠦᠲᠡᠨ ᠳᠠᠷᠤᠩᠭᠤᠶ᠋ᠢᠯᠠᠨ᠎ᠠ

ᠬᠠᠷᠠᠩᠭᠤᠶ᠋ᠢᠯᠠᠬᠤ ᠡᠭᠦᠯᠡ ᠠᠷᠢᠯᠤᠬᠤ ᠡᠴᠡ ᠠᠷᠭ᠎ᠠ ᠦᠭᠡᠶ᠋ᠢᠳᠡᠬᠦ

ᠠᠷᠤ ᠡᠴᠡ ᠭᠦᠢᠴᠡᠬᠦ ᠠᠳᠠᠯᠢ ᠵᠠᠶᠠᠭ᠎ᠠ ᠪᠠᠷᠤᠭ ᠦᠭᠡᠢ ᠭᠡᠬᠦ

ᠪᠦᠬᠦᠳᠡ ᠶᠢ ᠰᠦᠢᠳᠭᠡᠬᠦ ᠪᠢᠰᠢ ᠪᠦᠲᠦᠭᠡᠬᠦ ᠪᠡᠷ ᠲᠡᠳᠡ ᠠᠶ᠋ᠢᠰᠤᠢ

ᠪᠦᠲᠦᠨ ᠡᠪ ‍ᠢᠶ᠋ᠠᠷ ᠤᠯᠳᠠᠭᠰᠠᠨ ᠶᠡᠬᠡ ᠬᠦᠴᠦᠨ ᠲᠡᠨᠳᠡ ᠠᠶ᠋ᠢᠰᠤᠢ

ᠮᠣᠩᠭᠣᠯ ᠡᠷᠡᠰ ᠤᠨ ᠬᠦᠴᠦ ᠶᠢ ᠰᠤᠯᠠ ᠭᠡᠵᠦ ᠪᠤᠤ ᠪᠠᠰᠤ

ᠮᠤᠷᠢᠲᠠᠨ ᠪᠠᠭᠠᠲᠤᠷ ᠤᠨ ᠲᠤᠬᠠᠢ ᠳᠤᠮᠤᠭ ᠤᠨ ᠡᠵᠡᠳ ᠲᠡᠳᠡ ᠮᠦᠨ

ᠮᠣᠩᠭᠣᠯ ᠪᠦᠰᠡᠭᠦᠢ ᠶᠢ ᠤᠬᠠᠭᠠᠨ ᠳᠤᠤᠷᠠᠳᠤ ᠭᠡᠵᠦ ᠪᠤᠤ ᠪᠠᠰᠤ

ᠮᠤᠬᠤᠰᠢ ᠦᠭᠡᠢ ᠰᠡᠴᠡᠨ ᠬᠠᠲᠤᠳ ᠤᠨ ᠦᠷᠬᠦᠯᠵᠢᠯᠡᠯ ᠶᠤᠮ

ᠮᠣᠩᠭᠣᠯ ᠠᠷᠠᠳ ᠤᠨ ᠦᠯᠢᠭᠡᠷ ᠮᠣᠩᠭᠣᠯ ᠠᠷᠠᠳ ᠤᠨ ᠳᠤᠮᠤᠭ

ᠮᠣᠩᠭᠣᠯ ᠠᠷᠠᠳ ᠤᠨ ᠵᠦᠢᠷ ᠦᠭᠡ ᠡᠭᠦᠨ᠎ᠡ ᠤᠯᠠᠨ ᠵᠦᠢᠯ ᠢ

ᠡᠳᠡᠭᠡᠷ ᠢ ᠦᠪᠯᠡᠨ ᠠᠪᠤᠭᠰᠠᠨ ᠮᠣᠩᠭᠣᠯᠴᠤᠳ ᠪᠢᠳᠡ ᠪᠠᠶᠠᠨ ᠬᠦᠮᠦᠰ

ᠤᠶᠤᠨ ᠤᠬᠠᠭᠠᠨ ‍ᠢᠶ᠋ᠠᠷ ‍ᠢᠶ᠋ᠠᠨ ᠳᠡᠯᠡᠬᠡᠢ ᠶᠢ ᠴᠤ ᠬᠤᠯᠠ ᠬᠠᠶᠠᠬᠤ ᠬᠦᠮᠦᠰ

ᠬᠠᠩᠭᠠᠢ ᠭᠤᠪᠢ ᠬᠤᠤᠰᠯᠠᠭᠰᠠᠨ ᠬᠠᠮᠤᠭ ᠡᠴᠡ ᠰᠠᠶ᠋ᠢᠬᠠᠨ ᠨᠤᠲᠤᠭ ᠲᠠᠢ

ᠬᠠᠶ᠋ᠢᠷᠬᠠᠨ ᠯᠤᠤᠰ ᠨᠢ ᠲᠡᠭᠰᠢᠷᠡᠭᠰᠡᠨ ᠬᠦᠪᠴᠢ ᠪᠠᠰᠠ ᠠᠭᠤᠳᠠᠮ ᠲᠠᠯ᠎ᠠ

ᠬᠠᠷᠠᠶ᠎ᠠ ᠭᠡᠪᠡᠯ ᠵᠢᠰᠦ ᠪᠠᠶ᠋ᠢᠨ᠎ᠠ ᠬᠠᠨᠠᠶ᠎ᠠ ᠭᠡᠪᠡᠯ ᠴᠢᠰᠦ ᠪᠠᠶ᠋ᠢᠨ᠎ᠠ

ᠬᠠᠨᠢ ᠣᠶ᠋ᠢᠷ᠎ᠠ ᠳᠤ ᠪᠠᠨ ᠬᠦᠷᠭᠡᠬᠦ ᠬᠠᠷᠢᠭᠤ ᠨᠡᠬᠡᠳᠡᠭ ᠦᠭᠡᠢ ᠲᠤᠰᠠ ᠪᠠᠶ᠋ᠢᠨ᠎ᠠ

ᠬᠠᠨᠠᠭᠠᠷ ᠡᠷᠡᠰ ᠮᠢᠨᠢ ᠬᠦᠴᠦ ᠴᠢᠳᠠᠯ ‍ᠢᠶ᠋ᠠᠨ ᠮᠡᠳᠡᠷᠡᠲᠦᠭᠡᠢ

ᠬᠠᠲᠤᠨ ᠦᠬᠢᠳ ᠮᠢᠨᠢ ᠦᠭᠡ ᠤᠶᠤᠨ ‍ᠢᠶ᠋ᠠᠨ ᠴᠠᠭᠠᠰᠢ ᠨᠢ ᠲᠦᠭᠡᠭᠡ

ᠬᠠᠮᠤᠭ ᠮᠣᠩᠭᠣᠯ ᠮᠢᠨᠢ ᠡᠪ ᠢ ᠰᠠᠬᠢᠵᠤ ᠨᠢᠭᠡᠳᠦᠲᠦᠭᠡᠢ

ᠬᠠᠯᠠᠭᠤᠨ ᠴᠢᠰᠤ ᠪᠤᠴᠠᠯᠤᠨ᠎ᠠ ᠠᠶᠤᠲᠤᠭᠠᠢ ᠪᠢᠰᠢᠷᠡᠲᠦᠭᠡᠢ

ᠬᠦᠪᠡᠭᠦᠳ ᠤᠨ ᠮᠢᠨᠢ ᠤᠤᠬᠠᠢ ᠶᠢᠨ ᠳᠠᠭᠤᠨ ᠳᠤ ᠬᠦᠷᠦᠰᠦᠲᠦ ᠳᠡᠯᠡᠬᠡᠢ ᠴᠡᠴᠡᠷᠬᠢᠯᠡᠨ᠎ᠡ

ᠬᠦᠴᠦ ᠪᠡᠷ ᠪᠠᠰᠠ ᠤᠬᠠᠭᠠᠨ ᠵᠠᠷᠤᠵᠤ ᠬᠦᠮᠦᠨ ᠤ ᠤᠯᠠᠨ ᠢ ᠡᠵᠡᠷᠬᠡᠯᠡᠨ᠎ᠡ

ᠬᠦᠷᠡᠩ ᠪᠦᠭᠡᠷᠡᠲᠦ ᠬᠦᠮᠦᠨ ᠤ ᠬᠦᠦ ᠶᠢ ᠬᠦᠭ ᠡᠭᠡᠰᠢᠭ ‍ᠢᠶ᠋ᠠᠷ ᠲᠦᠷᠢᠮᠡᠬᠡᠶ᠋ᠢᠯᠡᠨ᠎ᠡ

ᠬᠦᠯᠢᠶᠡᠨ ᠵᠦᠪᠰᠢᠶᠡᠷᠡᠭᠳᠡᠭᠰᠡᠨ ᠮᠣᠩᠭᠣᠯ ᠦᠨᠳᠦᠰᠦᠲᠡᠨ ᠳᠠᠷᠤᠩᠭᠤᠶ᠋ᠢᠯᠠᠨ᠎ᠠ

ᠬᠠᠷᠠᠩᠭᠤᠶ᠋ᠢᠯᠠᠬᠤ ᠡᠭᠦᠯᠡ ᠠᠷᠢᠯᠤᠬᠤ ᠡᠴᠡ ᠠᠷᠭ᠎ᠠ ᠦᠭᠡᠶ᠋ᠢᠳᠡᠬᠦ

ᠠᠷᠤ ᠡᠴᠡ ᠭᠦᠢᠴᠡᠬᠦ ᠠᠳᠠᠯᠢ ᠵᠠᠶᠠᠭ᠎ᠠ ᠪᠠᠷᠤᠭ ᠦᠭᠡᠢ ᠭᠡᠬᠦ

ᠪᠦᠬᠦᠳᠡ ᠶᠢ ᠰᠦᠢᠳᠭᠡᠬᠦ ᠪᠢᠰᠢ ᠪᠦᠲᠦᠭᠡᠬᠦ ᠪᠡᠷ ᠲᠡᠳᠡ ᠠᠶ᠋ᠢᠰᠤᠢ

ᠪᠦᠲᠦᠨ ᠡᠪ ‍ᠢᠶ᠋ᠠᠷ ᠤᠯᠳᠠᠭᠰᠠᠨ ᠶᠡᠬᠡ ᠬᠦᠴᠦᠨ ᠲᠡᠨᠳᠡ ᠠᠶ᠋ᠢᠰᠤᠢ

下载

https://pan.baidu.com/s/1imecXOZ4rU_uQP7E7Vd0oA

提取码

备份

最新回复 (1)

您可以在 登录 or 注册 后,对此帖发表评论!

返回